ᠬᠤᠪᠢᠯᠭᠠᠨ ᠣᠩᠭᠣᠴᠠ ᠠᠷᠪᠠ ᠶ᠋ᠢᠰᠦᠳᠦᠭᠡᠷ ᠬᠥᠮᠦᠨ ᠰᠠᠭᠤᠯᠭᠠᠭᠰᠠᠨ ᠨᠢᠰᠭᠦ ᠣᠩᠭᠣᠴᠠ ᠢᠢ ᠠᠮᠵᠢᠯᠲᠠ ᠳᠠᠢ ᠬᠠᠷᠪᠤᠪᠠ

ᠨᠡᠶᠢᠲᠡᠯᠡᠭᠰᠡᠨ ᠴᠠᠭ᠄ 2024-11-05 09:58:43

      10 ᠰᠠᠷ᠎ᠠ ᠢᠢᠨ 30  ᠤ ᠦᠷᠯᠦᠬᠡ ᠡᠷᠳᠡ᠂ ᠬᠤᠪᠢᠯᠭᠠᠨ ᠣᠩᠭᠣᠴᠠ ᠠᠷᠪᠠ ᠶ᠋ᠢᠰᠦᠳᠦᠭᠡᠷ ᠬᠥᠮᠦᠨ ᠰᠠᠭᠤᠯᠭᠠᠭᠰᠠᠨ ᠨᠢᠰᠭᠦ ᠣᠩᠭᠣᠴᠠ ᠢᠢ ᠬᠠᠷᠪᠤᠭᠠᠳ ᠲᠡᠭᠦᠰ ᠠᠮᠵᠢᠯᠲᠠ ᠣᠯᠵᠤ᠂ ᠨᠡᠯᠦᠭᠡᠷ ᠠᠭᠤᠳᠠᠮ ᠰᠠᠨᠰᠠᠷ ᠣᠭᠲᠠᠷᠭᠤᠢ ᠠᠩᠬ᠎ᠠ ᠤᠳᠠᠭ᠎ᠠ ᠳᠤᠮᠳᠠᠳᠤ ᠤᠯᠤᠰ ᠤᠨ ︽ᠶᠡᠷᠡᠨ ᠣᠨ ᠡᠴᠡ ᠰᠡᠭᠦᠯᠡᠷ ᠲᠦᠷᠦᠭ᠍ᠰᠡᠳ︾  ᠢ ᠤᠭᠲᠤᠪᠠ᠃ ᠲᠤᠰ ᠡᠳᠦᠷ ᠦᠨ ᠦᠷᠯᠦᠬᠡ ᠵᠢᠨ 4 ᠴᠠᠭ 27 ᠮᠢᠨᠦ᠋ᠲ ᠲᠦ᠂ ᠬᠤᠪᠢᠯᠭᠠᠨ ᠣᠩᠭᠣᠴᠠ ᠠᠷᠪᠠ ᠶ᠋ᠢᠰᠦᠳᠦᠭᠡᠷ ᠬᠥᠮᠦᠨ ᠰᠠᠭᠤᠯᠭᠠᠭᠰᠠᠨ ᠨᠢᠰᠭᠦ ᠣᠩᠭᠣᠴᠠ ᠢᠢ ᠠᠴᠢᠶᠠᠯᠠᠭᠰᠠᠨ ᠴᠠᠩ ᠵᠧᠩ ᠬᠣᠶᠠᠳᠤᠭᠠᠷ F ᠠᠯᠤᠰ ᠡᠵᠡᠮᠰᠢᠯᠲᠦ ᠬᠥᠯᠭᠡ ᠲᠡᠶᠢᠷᠦᠯᠲᠦ ᠰᠤᠮᠤ ᠢᠢ ᠵᠢᠦᠴᠢᠦᠸᠠᠨ ᠤ ᠳᠠᠭᠠᠭᠤᠯᠢ ᠤᠳᠤ ᠬᠠᠷᠪᠤᠬᠤ ᠲᠥᠪ ᠡᠴᠡ ᠬᠠᠷᠪᠤᠪᠠ᠂ ᠪᠠᠷᠤᠭ 10 ᠮᠢᠨᠦ᠋ᠲ ᠦᠨ ᠳᠠᠷᠠᠭ᠎ᠠ᠂ ᠬᠤᠪᠢᠯᠭᠠᠨ ᠣᠩᠭᠣᠴᠠ ᠠᠷᠪᠠ ᠶ᠋ᠢᠰᠦᠳᠦᠭᠡᠷ ᠬᠥᠮᠦᠨ ᠰᠠᠭᠤᠯᠭᠠᠭᠰᠠᠨ ᠨᠢᠰᠭᠦ ᠣᠩᠭᠣᠴᠠ ᠲᠡᠶᠢᠷᠦᠯᠲᠦ ᠰᠤᠮᠤ ᠠᠴᠠ ᠠᠮᠵᠢᠯᠲᠠ ᠲᠠᠶ ᠪᠠᠷ ᠰᠠᠯᠵᠤ᠂ ᠵᠢᠱᠢᠭ᠍ᠰᠡᠨ ᠲᠣᠭᠣᠷᠢᠯᠲᠠ ᠢᠢᠨ ᠵᠠᠮ ᠳᠠᠭᠠᠨ ᠣᠷᠣᠵᠤ᠂ ᠰᠠᠨᠰᠠᠷᠴᠢᠨ ᠤ ᠳᠤᠭᠤᠶᠢᠯᠠᠩ ᠤᠨ ᠪᠠᠶᠢᠳᠠᠯ ᠮᠠᠰᠢ ᠰᠠᠶᠢᠨ ᠪᠠᠶᠢᠵᠤ᠂ ᠬᠠᠷᠪᠤᠯᠲᠠ ᠲᠡᠭᠦᠰ ᠠᠮᠵᠢᠯᠲᠠ ᠤᠯᠪᠠ᠃

      10 ᠰᠠᠷ᠎ᠠ ᠵᠢᠨ 30  ᠤ ᠡᠳᠤᠷ᠂ ᠬᠤᠪᠢᠯᠭᠠᠨ ᠣᠩᠭᠣᠴᠠ ᠠᠷᠪᠠ ᠶ᠋ᠢᠰᠦᠳᠦᠭᠡᠷ ᠬᠥᠮᠦᠨ ᠰᠠᠭᠤᠯᠭᠠᠭᠰᠠᠨ ᠨᠢᠰᠭᠦ ᠣᠩᠭᠣᠴᠠ ᠢᠢ ᠠᠴᠢᠶᠠᠯᠠᠭᠰᠠᠨ ᠴᠠᠩ ᠵᠧᠩ ᠬᠣᠶᠠᠳᠤᠭᠠᠷ F ᠠᠯᠤᠰ ᠡᠵᠡᠮᠰᠢᠯᠲᠦ ᠬᠥᠯᠭᠡ ᠲᠡᠶᠢᠷᠦᠯᠲᠦ ᠰᠤᠮᠤ ᠢᠢ ᠵᠢᠦᠴᠢᠦᠸᠠᠨ  ᠤ ᠳᠠᠭᠠᠭᠤᠯᠢ ᠤᠳᠤ ᠬᠠᠷᠪᠤᠬᠤ ᠲᠥᠪ  ᠡᠴᠡ ᠬᠠᠷᠪᠤᠪᠠ᠃ ᠬᠤᠪᠢᠯᠭᠠᠨ ᠣᠩᠭᠣᠴᠠ ᠠᠷᠪᠠ ᠶ᠋ᠢᠰᠦᠳᠦᠭᠡᠷ ᠬᠥᠮᠦᠨ ᠰᠠᠭᠤᠯᠭᠠᠭᠰᠠᠨ ᠨᠢᠰᠭᠦ ᠣᠩᠭᠣᠴᠠ ᠲᠡᠶᠢᠷᠦᠯᠲᠦ ᠰᠤᠮᠤ ᠠᠴᠠ ᠠᠮᠵᠢᠯᠲᠠ ᠲᠠᠶ ᠪᠠᠷ ᠰᠠᠯᠵᠤ᠂ ᠵᠢᠱᠢᠭ᠍ᠰᠡᠨ ᠲᠣᠭᠣᠷᠢᠯᠲᠠ ᠢᠢᠨ ᠵᠠᠮ ᠳᠠᠭᠠᠨ ᠣᠷᠣᠵᠤ᠂ ᠰᠠᠨᠰᠠᠷᠴᠢᠨ  ᠤ ᠳᠤᠭᠤᠶᠢᠯᠠᠩ ᠤᠨ ᠪᠠᠶᠢᠳᠠᠯ ᠮᠠᠰᠢ ᠰᠠᠶᠢᠨ ᠪᠠᠶᠢᠵᠤ᠂ ᠬᠠᠷᠪᠤᠯᠳᠠ ᠳᠡᠬᠦᠰ ᠠᠮᠵᠢᠯᠳᠠ ᠤᠯᠤᠬᠰᠠᠨ ᠪᠠᠶᠢᠨ᠎ᠠ᠃ 

      ᠰᠢᠨᠬᠤᠸᠠ ᠬᠤᠷᠢᠶ᠎ᠠ ᠵᠢᠨ ᠰᠤᠷᠪᠤᠯᠵᠢᠯᠠᠬᠴᠢ ᠯᠢ ᠰᠢᠨ ᠰᠡᠬᠦᠳᠡᠷᠯᠡᠪᠡ

      ᠬᠤᠪᠢᠯᠭᠠᠨ ᠣᠩᠭᠣᠴᠠ ᠠᠷᠪᠠ ᠶ᠋ᠢᠰᠦᠳᠦᠭᠡᠷ ᠬᠥᠮᠦᠨ ᠰᠠᠭᠤᠯᠭᠠᠭᠰᠠᠨ ᠨᠢᠰᠦᠯᠲᠡ ᠢᠢᠨ ᠡᠭᠦᠷᠭᠡ ᠢᠢ ᠭᠦᠢᠴᠡᠳᠭᠡᠬᠦ ᠰᠠᠨᠰᠠᠷᠴᠢᠨ  ᠤ ᠳᠤᠭᠤᠶᠢᠯᠠᠩ ᠨᠢ ᠼᠠᠢ ᠰᠢᠤᠢ ᠵᠧ᠂ ᠰᠦᠩ ᠯᠢᠩ ᠳ᠋ᠦᠩ᠂ ᠸᠠᠩ ᠬᠤᠤ ᠽᠸ ᠵᠡᠷᠭᠡ 3 ᠰᠠᠨᠰᠠᠷᠴᠢᠨ ᠢᠶᠠᠷ ᠪᠦᠷᠢᠯᠳᠦᠵᠡᠢ᠃ ᠡᠭᠦᠨ ᠳᠦ ᠂ ᠰᠠᠨᠰᠠᠷᠴᠢᠨ ᠰᠦᠩ ᠯᠢᠩ ᠳ᠋ᠦᠩ᠂ ᠰᠠᠨᠰᠠᠷᠴᠢᠨ ᠸᠠᠩ ᠬᠤᠤ ᠽᠸ ᠪᠣᠯ ᠠᠩᠬ᠎ᠠ ᠤᠳᠠᠭ᠎ᠠ ᠨᠢᠰᠦᠯᠲᠡ ᠢᠢᠨ ᠡᠭᠦᠷᠭᠡ ᠭᠦᠢᠴᠡᠳᠭᠡᠵᠦ ᠪᠠᠶᠢᠭ᠎ᠠ︽ᠶᠡᠷᠡᠨ ᠣᠨ ᠠᠴᠠ ᠰᠡᠭᠦᠯᠡᠷ ᠲᠦᠷᠦᠭ᠍ᠰᠡᠳ︾ ᠪᠣᠯᠤᠨ᠎ᠠ᠃ ᠳᠤᠮᠳᠠᠳᠤ ᠤᠯᠤᠰ ᠤᠨ ᠬᠥᠮᠦᠨ ᠰᠠᠭᠤᠯᠭᠠᠭᠰᠠᠨ ᠰᠠᠨᠰᠠᠷ ᠤᠨ ᠠᠶᠠᠯᠠᠯ ᠤᠨ ᠢᠨᠵᠧᠨᠧᠷᠢᠩ ᠦᠨ ᠠᠯᠪᠠᠨ ᠬᠡᠷ ᠦᠨ ᠲᠠᠨᠢᠯᠴᠠᠭᠤᠯᠤᠭᠰᠠᠨ ᠢᠶᠠᠷ᠂ ᠨᠢᠰᠭᠦ ᠣᠩᠭᠣᠴᠠ ᠲᠣᠭᠣᠷᠢᠯᠲᠠ ᠢᠢᠨ ᠵᠠᠮ ᠳᠤ ᠤᠷᠤᠭᠰᠠᠨ ᠤ ᠳᠠᠷᠠᠭ᠎ᠠ᠂ ᠤᠷᠢᠳᠴᠢᠯᠠᠨ ᠲᠣᠭᠲᠠᠭᠰᠠᠨ ᠶᠣᠰᠣᠭᠠᠷ ᠰᠠᠨᠰᠠᠷ ᠤᠨ ᠥᠷᠲᠡᠭᠡ ᠢᠢᠨ ᠨᠡᠶᠢᠯᠡᠮᠡᠯ ᠴᠣᠭᠴᠠ ᠲᠠᠶ ᠪᠡᠶ᠎ᠡ ᠪᠡᠨ ᠳᠠᠭᠠᠭᠠᠵᠤ ᠲᠦᠷᠭᠡᠨ ᠵᠤᠯᠭᠠᠭᠤᠯᠤᠨ ᠵᠠᠯᠭᠠᠯᠳᠤᠵᠤ᠂ ᠬᠤᠪᠢᠯᠭᠠᠨ ᠣᠩᠭᠣᠴᠠ ᠠᠷᠪᠠ ᠶ᠋ᠢᠰᠦᠳᠦᠭᠡᠷ ᠦᠨ ᠰᠠᠨᠰᠠᠷᠴᠢᠨ ᠤ ᠳᠤᠭᠤᠶᠢᠯᠠᠩ ᠨᠢ ᠬᠤᠪᠢᠯᠭᠠᠨ ᠣᠩᠭᠣᠴᠠ ᠠᠷᠪᠠᠨ ᠨᠠᠢᠮᠠᠳᠤᠭᠠᠷ ᠤᠨ ᠰᠠᠨᠰᠠᠷᠴᠢᠨ ᠤ ᠳᠤᠭᠤᠶᠢᠯᠠᠩ ᠲᠠᠶ ᠲᠣᠭᠣᠷᠢᠯᠲᠠ ᠢᠢᠨ ᠵᠠᠮ ᠳᠤ ᠡᠭᠡᠯᠵᠢ ᠰᠣᠯᠢᠬᠤ ᠪᠤᠯᠤᠨ᠎ᠠ᠃ ᠰᠠᠨᠰᠠᠷ ᠤᠨ ᠥᠷᠲᠡᠭᠡᠨ ᠳᠦ ᠠᠵᠢᠯᠯᠠᠵᠤ ᠠᠮᠢᠳᠤᠷᠠᠬᠤ ᠬᠤᠭᠤᠴᠠᠭᠠᠨ ᠳᠠᠭᠠᠨ ᠂ ᠬᠤᠪᠢᠯᠭᠠᠨ ᠣᠩᠭᠣᠴᠠ ᠠᠷᠪᠠ ᠶ᠋ᠢᠰᠦᠳᠦᠭᠡᠷ ᠦᠨ ᠰᠠᠨᠰᠠᠷᠴᠢᠨ ᠤ ᠳᠤᠭᠤᠶᠢᠯᠠᠩ ᠤᠯᠠᠨ ᠤᠳᠠᠭ᠎ᠠ ᠦᠷᠦᠬᠡ ᠡᠴᠡ ᠭᠠᠷᠬᠤ ᠠᠵᠢᠯᠯᠠᠭ᠎ᠠ ᠥᠷᠨᠢᠭᠦᠯᠵᠦ᠂ ᠪᠢᠴᠢᠯ ᠬᠦᠨᠳᠦ ᠢᠢᠨ ᠬᠦᠴᠦᠨ ᠦ ᠰᠠᠭᠤᠷᠢ ᠹᠢᠽᠢᠺ᠂ ᠣᠭᠲᠠᠷᠭᠤᠢ ᠢᠢᠨ ᠮᠠᠲ᠋ᠧᠷᠢᠶᠠᠯ ᠤᠨ ᠰᠢᠨᠵᠢᠯᠡᠬᠦ ᠤᠬᠠᠭᠠᠨ᠂ ᠣᠭᠲᠠᠷᠭᠤᠢ ᠢᠢᠨ ᠠᠮᠢ ᠨᠠᠰᠤᠨ ᠤ ᠰᠢᠨᠵᠢᠯᠡᠬᠦ ᠤᠬᠠᠭᠠᠨ᠂ ᠰᠠᠨᠰᠠᠷ ᠤᠨ ᠠᠶᠠᠯᠠᠯ ᠤᠨ ᠠᠨᠠᠭᠠᠬᠤ ᠤᠬᠠᠭᠠᠨ᠂ ᠰᠠᠨᠰᠠᠷ ᠤᠨ ᠠᠶᠠᠯᠠᠯ ᠤᠨ ᠮᠡᠷᠭᠡᠵᠢᠯ ᠵᠡᠷᠭᠡ ᠬᠦᠷᠢᠶᠡᠨ ᠦ ᠪᠣᠳᠠᠲᠤ︵ᠲᠤᠷᠰᠢᠯᠲᠠ︶ᠪᠠ ᠬᠡᠷᠡᠭ᠍ᠯᠡᠭᠡ ᠢᠢ ᠥᠷᠨᠢᠭᠦᠯᠵᠦ᠂ ᠰᠠᠨᠰᠠᠷ ᠤᠨ ᠥᠷᠲᠡᠭᠡᠨ ᠦ ᠬᠡᠮᠬᠡᠳᠡᠭ  ᠢ ᠰᠡᠷᠭᠡᠶᠢᠯᠡᠨ ᠬᠠᠮᠠᠭᠠᠯᠠᠬᠤ ᠲᠣᠨᠣᠭᠯᠠᠯ ᠤᠭᠰᠠᠷᠠᠬᠤ᠂ ᠦᠷᠦᠬᠡᠨ  ᠤ ᠭᠠᠳᠠᠨᠠᠬᠢ ᠳᠠᠭᠠᠭᠠᠴᠠ ᠪᠠ ᠦᠷᠦᠬᠡᠨ  ᠤ ᠭᠠᠳᠠᠨᠠᠬᠢ ᠲᠠᠪᠴᠠᠩ ᠤᠨ ᠲᠥᠬᠥᠭᠡᠷᠦᠮᠵᠢ ᠢᠢ ᠤᠭᠰᠠᠷᠠᠬᠤ ᠪᠠ ᠬᠤᠷᠢᠶᠠᠨ ᠠᠪᠬᠤ ᠵᠡᠷᠭᠡ ᠡᠯ᠎ᠡ ᠵᠦᠢᠯ ᠦᠨ ᠡᠭᠦᠷᠭᠡ ᠢᠢ ᠪᠡᠶᠡᠯᠡᠭᠦᠯᠦᠨ᠎ᠡ᠃ ᠡᠨᠡ ᠤᠳᠠᠭ᠎ᠠ  ᠢᠢᠨ ᠡᠭᠦᠷᠭᠡ ᠪᠣᠯ ᠮᠠᠨ ᠤ ᠤᠯᠤᠰ ᠤᠨ ᠬᠥᠮᠦᠨ ᠰᠠᠭᠤᠯᠭᠠᠭᠰᠠᠨ ᠰᠠᠨᠰᠠᠷ ᠤᠨ ᠠᠶᠠᠯᠠᠯ  ᠤᠨ ᠢᠨᠵᠧᠨᠧᠷᠢᠩ ᠦᠨ ᠰᠠᠨᠰᠠᠷ  ᠤᠨ ᠦᠷᠲᠡᠭᠡ ᠢᠢᠨ ᠬᠡᠷᠡᠭ᠍ᠯᠡᠭᠡ ᠪᠠ ᠬᠥᠭ᠍ᠵᠢᠯᠲᠡ ᠢᠢᠨ ᠱᠠᠲᠤᠨ ᠳᠤ ᠤᠷᠤᠬ᠍ᠰᠠᠨ ᠤ ᠳᠠᠷᠠᠭᠠᠬᠢ ᠳᠥᠷᠪᠡᠳᠦᠭᠡᠷ ᠤᠳᠠᠭ᠎ᠠ ᠢᠢᠨ ᠬᠥᠮᠦᠨ ᠰᠠᠭᠤᠯᠭᠠᠭᠰᠠᠨ ᠨᠢᠰᠦᠯᠲᠡ  ᠢᠢᠨ ᠡᠭᠦᠷᠭᠡ᠂ ᠲᠦᠷᠦᠯ ᠵᠦᠢᠯ  ᠢ ᠲᠣᠭᠲᠠᠭᠠᠨ ᠬᠡᠷᠡᠭ᠍ᠵᠢᠭᠦᠯᠦᠭ᠍ᠰᠡᠨ ᠡᠴᠡ ᠨᠠᠭᠠᠰᠢᠬᠢ 33 ᠳ᠋ᠤᠭᠠᠷ ᠤᠳᠠᠭ᠎ᠠ  ᠢᠢᠨ ᠬᠠᠷᠪᠤᠯᠲᠠ ᠢᠢᠨ ᠡᠭᠦᠷᠭᠡ ᠪᠣᠯᠤᠨ᠎ᠠ᠂ ᠮᠥᠨ ᠴᠦ ᠴᠠᠩ ᠵᠧᠩ ᠰᠢᠷᠢᠰ ᠬᠥᠯᠭᠡ ᠲᠡᠶᠢᠷᠦᠯᠳᠦ ᠰᠤᠮᠤ ᠢᠢᠨ 543 ᠳ᠋ᠤᠭᠠᠷ ᠤᠳᠠᠭ᠎ᠠ ᠢᠢᠨ ᠨᠢᠰᠦᠯᠲᠡ ᠪᠣᠯᠤᠨ᠎ᠠ᠃ ᠣᠳᠣᠬᠠᠨ ᠳᠤ᠂ ᠰᠠᠨᠰᠠᠷ ᠤᠨ ᠥᠷᠲᠡᠭᠡᠨ ᠦ ᠨᠡᠶᠢᠯᠡᠮᠡᠯ ᠴᠣᠭᠴᠠ ᠨᠢᠭᠡᠨᠲᠡ ᠵᠠᠯᠭᠠᠭᠤᠯᠬᠤ ᠲᠣᠭᠣᠷᠢᠯ ᠵᠠᠮ  ᠳᠤ ᠣᠷᠣᠵᠤ᠂ ᠠᠵᠢᠯ ᠤᠨ ᠪᠠᠶᠢᠳᠠᠯ ᠮᠠᠰᠢ ᠰᠠᠶᠢᠨ ᠪᠠᠶᠢᠵᠤ᠂ ᠬᠤᠪᠢᠯᠭᠠᠨ ᠣᠩᠭᠣᠴᠠ ᠠᠷᠪᠠ ᠶ᠋ᠢᠰᠦᠳᠦᠭᠡᠷ ᠬᠥᠮᠦᠨ ᠰᠠᠭᠤᠯᠭᠠᠭᠰᠠᠨ ᠨᠢᠰᠭᠦ ᠣᠩᠭᠣᠴᠠ ᠲᠠᠶ ᠵᠤᠯᠭᠠᠭᠤᠯᠤᠨ ᠵᠠᠯᠭᠠᠬᠤ ᠪᠠ ᠰᠠᠨᠰᠠᠷᠴᠢᠨ ᠣᠷᠣᠵᠤ ᠰᠠᠭᠤᠬᠤ ᠨᠥᠬᠥᠴᠡᠯ ᠢ ᠪᠦᠷᠢᠨ ᠬᠠᠩᠭᠠᠵᠤ ᠪᠠᠶᠢᠨ᠎ᠠ᠃