ᠠᠦᠬᠠᠨ ᠬᠤᠰᠢᠭᠤ ᠬᠥᠭ᠍ᠵᠢᠯᠲᠡ ᠢᠢᠨ ᠣᠷᠣᠨ ᠵᠠᠶ ᠢᠢ ᠥᠷᠭᠡᠳᠭᠡᠨ ᠨᠤᠳᠤᠭ ᠨᠡᠭᠦᠯᠭᠡᠭᠰᠡᠨ ᠣᠯᠠᠨ ᠲᠦᠮᠡᠨ ᠢ ᠬᠠᠪᠰᠤᠷᠤᠨ ᠰᠢᠨ᠎ᠡ ᠠᠮᠢᠳᠤᠷᠠᠯ ᠢ ᠡᠳ᠋ᠯᠡᠭᠦᠯᠵᠤ ᠪᠠᠶᠢᠨ᠎ᠠ

ᠨᠡᠶᠢᠲᠡᠯᠡᠭᠰᠡᠨ ᠴᠠᠭ᠄ 2024-11-25 16:26:46

 ᠲᠤᠰ ᠰᠣᠨᠢᠨ ᠤ ᠮᠡᠳᠡᠭᠡ ᠵᠢᠯ ᠦᠨ ᠡᠬᠢᠨ ᠡᠴᠡ ᠨᠠᠭᠠᠰᠢ᠂ ᠠᠤᠬᠠᠨ ᠬᠣᠰᠢᠭᠤ︽ᠭᠤᠷᠪᠠᠨ ᠵᠣᠷ︾ᠢ ᠬᠡᠷᠡᠭ᠍ᠯᠡᠨ ᠨᠤᠳᠤᠭ ᠨᠡᠭᠦᠯᠭᠡᠭ᠍ᠰᠡᠨ ᠤᠯᠠᠨ ᠲᠦᠮᠡᠨ ᠦ︽ᠣᠷᠣᠯᠭ᠎ᠠ ᠤᠯᠬᠤ ᠳ᠋ᠤ ᠬᠦᠴᠢᠷ᠂ ᠠᠭᠤᠰᠤᠯᠴᠠᠬᠤ ᠳ᠋ᠤ ᠬᠦᠴᠢᠷ᠂ ᠬᠠᠮᠢᠶᠠᠷᠬᠤ ᠳ᠋ᠤ ᠬᠦᠴᠢᠷ︾ᠭᠤᠷᠪᠠᠨ ᠶᠡᠬᠡ ᠬᠦᠴᠢᠷ ᠠᠰᠠᠭᠤᠳᠠᠯ ᠢ ᠰᠢᠢᠳᠪᠦᠷᠢᠯᠡᠵᠦ᠂ ᠨᠤᠳᠤᠭ ᠨᠡᠭᠦᠯᠭᠡᠭ᠍ᠰᠡᠨ ᠤᠯᠠᠨ ᠲᠦᠮᠡᠨ ᠦ ᠣᠷᠣᠨ ᠵᠠᠢ᠂ ᠨᠡᠶᠢᠭᠡᠮ᠂ ᠠᠵᠤ ᠠᠬᠤᠢ᠂ ᠰᠣᠶᠣᠯ᠂ ᠰᠡᠳᠭᠢᠴᠡ ᠵᠡᠷᠭᠡ ᠪᠦᠬᠦ ᠲᠠᠯ᠎ᠠ ᠪᠡᠷ ᠠᠭᠤᠰᠤᠯᠴᠠᠬᠤ ᠵᠢ ᠠᠯᠬᠤᠮ ᠠᠯᠬᠤᠮ ᠢᠶᠠᠷ ᠪᠡᠶᠡᠯᠡᠭᠦᠯᠪᠡ᠃

ᠤᠷᠤᠯᠭ᠎ᠠ ᠨᠡᠮᠡᠭ᠍ᠳᠡᠭᠦᠯᠬᠦ ᠠᠷᠭ᠎ᠠ ᠵᠠᠮ ᠢ ᠥᠷᠭᠡᠳᠭᠡᠨ᠂ ᠰᠡᠳᠭᠢᠯ ᠢ ᠳᠤᠯᠠᠭᠠᠴᠠᠭᠤᠯᠬᠤ ᠠᠷᠭ᠎ᠠ ᠬᠡᠮᠵᠢᠶ᠎ᠡ ᠪᠡᠷ︽ᠣᠷᠣᠯᠭ᠎ᠠ ᠤᠯᠬᠤ ᠳ᠋ᠤ ᠬᠦᠴᠢᠷ ᠲᠡᠢ︾ᠪᠠᠶᠢᠬᠤ ᠠᠰᠠᠭᠤᠳᠠᠯ ᠢ ᠰᠢᠢᠳᠪᠦᠷᠢᠯᠡᠪᠡ᠃ 1128 ᠬᠥᠮᠦᠨ ᠳᠦ ᠬᠣᠲᠠ ᠪᠠᠯᠭᠠᠰᠤᠨ ᠤ ᠠᠮᠢᠳᠤᠷᠠᠯ ᠤᠨ ᠲᠤᠤᠷ᠎ᠠ ᠪᠠᠲᠤᠯᠠᠭ᠎ᠠ᠂ ᠬᠥᠳᠡᠭᠡ ᠲᠣᠰᠬᠣᠨ ᠤ ᠠᠮᠢᠳᠤᠷᠠᠯ ᠤᠨ ᠲᠤᠤᠷ᠎ᠠ ᠪᠠᠲᠤᠯᠠᠭ᠎ᠠ᠂ ᠵᠡᠮᠳᠡᠭ᠍ᠴᠦᠳ ᠦᠨ ᠨᠥᠬᠥᠪᠥᠷᠢ ᠵᠡᠷᠭᠡ ᠲᠥᠷᠥ ᠢᠢᠨ ᠪᠣᠳᠣᠯᠭ᠎ᠠ ᠵᠢᠨ ᠬᠠᠷᠠᠭᠠᠯᠵᠠᠯ  ᠢ ᠦᠷᠭᠦᠯᠵᠢᠯᠡᠨ ᠬᠦᠷᠲᠡᠭᠡᠵᠦ᠂ 200 ᠡᠷᠦᠬᠡ ᠵᠡᠮᠳᠡᠭ᠍ᠴᠦᠳ ᠦᠨ ᠭᠡᠷ ᠪᠦᠯᠢ ᠪᠦᠷᠢ ᠳᠦ 1500 ᠲᠥᠭᠥᠷᠢᠭ ᠦᠨ ᠰᠠᠭᠠᠳ ᠦᠭᠡᠶ ᠲᠦᠬᠦᠭᠡᠷᠦᠮᠵᠢ ᠵᠢ ᠤᠭᠰᠠᠷᠠᠵᠤ ᠦᠭᠪᠡ᠃ ᠠᠵᠢᠯ ᠣᠯᠭᠣᠯᠲᠠ ᠢᠢᠨ ᠪᠣᠯᠪᠠᠰᠤᠷᠠᠯ  ᠢ 4 ᠤᠳᠠᠭ᠎ᠠ ᠥᠷᠨᠢᠭᠦᠯᠵᠦ᠂ 500 ᠭᠠᠷᠤᠢ ᠬᠥᠮᠦᠨ ᠤᠳᠠᠭ᠎ᠠ ᠳᠤ ᠠᠰᠢᠭ ᠬᠦᠷᠳᠡᠭᠡᠵᠤ᠂ ᠠᠵᠢᠯ ᠣᠯᠭᠣᠯᠲᠠ ᠢᠢᠨ ᠦᠢᠯᠡᠴᠢᠯᠡᠭᠡᠨ ᠦ ᠲᠥᠪ ᠦᠨ ᠠᠵᠢᠯ ᠣᠯᠭᠣᠯᠲᠠ ᠢᠢᠨ ᠦᠢᠯᠡᠴᠢᠯᠡᠭᠡ ᠪᠡᠷ 625 ᠬᠥᠮᠦᠨ ᠢ ᠲᠥᠪᠬᠢᠨᠡᠭᠦᠯᠪᠡ᠃ ᠬᠠᠷᠢᠶ᠎ᠠ ᠣᠷᠣᠨ ᠤ ᠪᠠᠨ ᠲᠥᠬᠦᠭᠡᠷᠦᠮᠵᠢᠲᠦ ᠲᠠᠷᠢᠶᠠᠯᠠᠩ ᠤᠨ ᠬᠦᠯᠡᠮᠵᠢ ᠵᠢ ᠵᠣᠬᠢᠴᠠᠭᠤᠯᠤᠨ ᠬᠠᠷᠢᠯᠴᠠᠵᠤ᠂ 100 ᠭᠠᠷᠤᠢ ᠬᠥᠮᠦᠨ ᠢ ᠲᠥᠬᠦᠭᠡᠷᠦᠮᠵᠢᠲᠦ ᠲᠠᠷᠢᠶᠠᠯᠠᠩ ᠤᠨ ᠬᠦᠯᠡᠮᠵᠢ ᠳ᠋ᠤ ᠬᠦᠯᠦᠰᠦᠨ ᠠᠵᠢᠯ ᠬᠢᠯᠭᠡᠵᠦ᠂ ᠬᠥᠮᠦᠨ ᠪᠦᠷᠢ ᠢᠢᠨ ᠰᠠᠷ᠎ᠠ ᠢᠢᠨ ᠣᠷᠣᠯᠭ᠎ᠠ ᠵᠢ 3600 ᠲᠥᠭᠥᠷᠢᠭ ᠣᠷᠴᠢᠮ ᠨᠡᠮᠡᠭ᠍ᠳᠡᠬᠦᠯᠪᠡ᠃ ᠨᠡᠭᠦᠯᠭᠡᠭ᠍ᠰᠡᠨ ᠨᠡᠶᠢᠭᠡᠮ ᠲᠣᠭᠣᠷᠢᠭ ᠲᠤ ᠬᠠᠪᠰᠤᠷᠤᠨ ᠲᠡᠳᠬᠦᠬᠦ ᠦᠢᠯᠡᠳᠪᠦᠷᠢ ᠢᠢᠨ ᠲᠠᠰᠤᠭ  ᠢ ᠪᠠᠶᠢᠭᠤᠯᠵᠤ᠂ ᠵᠡᠮᠳᠡᠭ᠍ᠴᠦᠳ ᠪᠠ ᠬᠤᠯᠠ ᠭᠠᠵᠠᠷ ᠰᠤᠷᠤᠯᠭ᠎ᠠ ᠵᠢᠨ ᠵᠠᠮ ᠬᠦᠬᠡᠬᠡᠵᠤ ᠪᠠᠶᠢᠭ᠎ᠠ ᠬᠡᠦᠬᠡᠳ ᠲᠡᠭᠡᠨ ᠬᠠᠨᠢ ᠪᠤᠯᠵᠤ ᠪᠠᠶᠢᠬᠤ ᠬᠡᠷ  ᠤᠨ ᠠᠬᠠᠮᠠᠳ ᠵᠡᠷᠭᠡ 50 ᠭᠠᠷᠤᠢ ᠬᠥᠮᠦᠨ ᠳᠦ ᠠᠮᠢᠳᠤᠯᠢᠭ ᠢᠶᠠᠷ ᠠᠵᠢᠯ ᠣᠯᠭᠣᠵᠤ᠂ ᠬᠥᠮᠦᠨ ᠪᠦᠷᠢ ᠢᠢᠨ ᠵᠢᠯ ᠦᠨ ᠣᠷᠣᠯᠭ᠎ᠠ ᠢᠢ 18000 ᠭᠠᠷᠤᠢ ᠲᠥᠭᠥᠷᠢᠭ ᠨᠡᠮᠡᠭ᠍ᠳᠡᠭᠦᠯᠵᠦ᠂ ᠤᠯᠠᠨ ᠲᠦᠮᠡᠨ ᠦ ᠭᠡᠷ ᠦᠨ ᠤᠶᠢᠷᠠᠯᠴᠠᠭ᠎ᠠ ᠠᠵᠢᠯ ᠣᠯᠵᠤ ᠣᠷᠣᠯᠭ᠎ᠠ ᠪᠠᠨ ᠨᠡᠮᠡᠭ᠍ᠳᠡᠭᠦᠯᠬᠦ ᠢᠢ ᠦᠨᠡᠨ ᠬᠦ ᠪᠡᠶᠡᠯᠡᠭᠦᠯᠪᠡ᠃

ᠦᠢᠯᠡᠴᠢᠯᠡᠭᠡᠨ ᠦ ᠶᠠᠰᠤ ᠴᠢᠨᠠᠷ  ᠢ ᠳᠡᠭᠡᠭ᠍ᠰᠢᠯᠡᠭᠦᠯᠵᠦ᠂ ᠲᠠᠭᠠᠯᠠᠮᠵᠢᠲᠠᠶ ᠣᠷᠴᠢᠨ ᠲᠣᠭᠣᠷᠢᠨ ᠵᠢᠡᠷ ︽ᠠᠭᠤᠰᠤᠯᠴᠠᠬᠤ ᠳᠤ ᠬᠦᠴᠢᠷ ᠲᠠᠢ︾ᠪᠠᠶᠢᠬᠤ ᠠᠰᠠᠭᠤᠳᠠᠯ  ᠢ ᠰᠶᠢᠳᠪᠦᠷᠢᠯᠡᠪᠡ᠃ ᠨᠡᠶᠢᠭᠡᠮ ᠲᠣᠭᠣᠷᠢᠭ ᠤᠨ ᠤᠰᠤ᠂ ᠴᠠᠬᠢᠯᠭᠠᠨ᠂ ᠵᠠᠮ᠂ ᠭᠠᠯ ᠤᠨᠲᠠᠷᠠᠭᠠᠬᠤ ᠪᠠ ᠬᠣᠭ ᠨᠣᠪᠰᠢ ᠪᠣᠬᠢᠷ ᠤᠰᠤ ᠢᠢ ᠰᠢᠢᠳᠪᠦᠷᠢᠯᠡᠬᠦ ᠲᠥᠬᠥᠭᠡᠷᠦᠮᠵᠢ ᠢᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠮᠡᠳᠡᠭᠡ ᠵᠠᠩᠭᠢ ᠴᠢᠮᠡᠭᠡ ᠬᠣᠯᠪᠣᠭᠠᠨ ᠤ ᠲᠤᠤᠷ ᠰᠦᠯᠵᠢᠶ᠎ᠡ ᠢᠢ ᠪᠥᠬᠥ ᠲᠠᠯ᠎ᠠ ᠪᠠᠷ ᠪᠥᠷᠬᠥᠭᠦᠯᠵᠤ᠂ ᠡᠨᠡ ᠵᠢᠯ ᠨᠠᠮ  ᠤᠨ ᠬᠡᠰᠢᠬᠦᠨ ᠪᠠ ᠣᠯᠠᠨ ᠲᠦᠮᠡᠨ ᠦ ᠦᠢᠯᠡᠴᠢᠯᠡᠬᠦ ᠲᠥᠪ ᠢ ᠦᠷᠭᠦᠯᠵᠢᠯᠡᠨ ᠲᠠᠰ ᠳᠡᠪᠰᠢᠭᠦᠯᠬᠦ ᠪᠡᠷ ᠳᠠᠮᠵᠢᠭᠤᠯᠤᠨ᠂ ᠦᠢᠯᠡᠴᠢᠯᠡᠭᠡᠨ ᠦ ᠶᠠᠰᠤ ᠴᠢᠨᠠᠷ ᠢ ᠲᠠᠰᠤᠷᠠᠯᠲᠠ ᠥᠬᠡᠶ ᠳᠡᠭᠡᠭ᠍ᠰᠢᠯᠡᠭᠦᠯᠪᠡ᠃ ᠡᠯᠪᠡᠭ ᠪᠠᠶᠠᠯᠢᠭ ᠣᠯᠠᠨ ᠶᠠᠩᠵᠤ ᠢᠢᠨ ᠰᠠᠶᠢᠨ ᠳᠤᠷ᠎ᠠ ᠢᠢᠨ ᠦᠢᠯᠡᠴᠢᠯᠡᠭᠡᠨ ᠦ ᠠᠵᠢᠯᠯᠠᠭᠠᠨ  ᠢ ᠪᠠᠶᠢᠩᠭᠤᠵᠢᠭᠤᠯᠤᠨ ᠥᠷᠨᠢᠭᠦᠯᠵᠦ᠂ ᠰᠡᠳᠭᠢᠴᠡ ᠢᠢᠨ ᠡᠷᠡᠭᠦᠯ ᠮᠡᠨᠳᠦ᠂ ᠬᠠᠶᠢᠷ᠎ᠠ ᠬᠠᠯᠠᠮᠵᠢ ᠠᠯᠪᠠᠨ ᠵᠢᠷᠤᠮ ᠤᠨ ᠡᠮᠴᠢᠯᠡᠭᠡ ᠵᠡᠷᠭᠡ ᠠᠵᠢᠯᠯᠠᠭᠠᠨ  ᠢ 10 ᠭᠠᠷᠤᠶ ᠤᠳᠠᠭ᠎ᠠ ᠥᠷᠨᠢᠭᠦᠯᠪᠡ᠃ ᠤᠯᠠᠮᠵᠢᠯᠠᠯᠲᠤ ᠪᠠᠶᠠᠷ ᠤᠨ ᠡᠳᠦᠷ ᠪᠣᠯᠤᠨ ᠴᠢᠬᠤᠯᠠ ᠴᠠᠭ ᠬᠤᠭᠤᠴᠠᠭ᠎ᠠ ᠢᠢ ᠭᠦᠢᠴᠡᠳ ᠠᠰᠢᠭᠯᠠᠨ᠂ ᠭᠤᠤᠯ ᠰᠡᠳᠦᠪᠲᠦ ᠨᠣᠮ ᠤᠩᠰᠢᠬᠤ ᠠᠵᠢᠯᠯᠠᠭᠠᠨ᠂ ᠤᠳᠭ᠎ᠠ ᠤᠷᠠᠯᠢᠭ ᠤᠨ ᠠᠵᠢᠯᠯᠠᠭᠠᠨ ᠵᠡᠷᠭᠡ ᠢᠢ ᠥᠷᠨᠢᠭᠦᠯᠵᠦ᠂ ᠬᠠᠷᠢᠶ᠎ᠠ ᠣᠷᠣᠨ ᠤ ᠪᠠᠨ ᠳᠣᠲᠣᠷ᠎ᠠ ︽ᠳᠤᠮᠳᠠᠳᠤ ᠢᠢᠨ ᠦᠨᠳᠦᠰᠦᠲᠡᠨ ᠨᠢᠭᠡ ᠬᠡᠷ ᠦᠨ ᠬᠥᠮᠦᠨ ᠮᠡᠲᠦ ᠳᠣᠲᠣᠨᠣ︾ᠪᠠᠶᠢᠬᠤ ᠰᠠᠶᠢᠨ ᠰᠠᠶᠢᠬᠠᠨ ᠠᠭᠤᠷ ᠠᠮᠢᠰᠬᠤᠯ ᠢ ᠪᠣᠶ ᠪᠣᠯᠭᠠᠵᠤ᠂ ᠡᠯ᠎ᠡ ᠲᠥᠷᠥᠯ ᠦᠨ ᠠᠵᠢᠯᠯᠠᠭᠠᠨ  ᠢ 80 ᠭᠠᠷᠤᠶ ᠤᠳᠠᠭ᠎ᠠ ᠥᠷᠨᠢᠭᠦᠯᠵᠦ᠂ 6000 ᠭᠠᠷᠤᠶ ᠬᠥᠮᠦᠨ ︵ᠤᠳᠠᠭ᠎ᠠ︶ᠢ ᠬᠠᠮᠤᠷᠴᠠᠢ᠃

ᠵᠠᠰᠠᠯᠲᠠ ᠢᠢᠨ ᠦᠷ᠎ᠡ ᠪᠦᠲᠦᠮᠵᠢ ᠢᠢ ᠳᠡᠭᠡᠭ᠍ᠰᠢᠯᠡᠭᠦᠯᠵᠦ᠂ ᠲᠦᠷᠢᠮ  ᠢ ᠲᠡᠬᠦᠯᠳᠡᠷᠵᠢᠬᠦᠯᠵᠤ︽ᠬᠠᠮᠢᠶᠠᠷᠬᠤ ᠳ᠋ᠤ ᠬᠦᠴᠢᠷ ᠲᠠᠢ︾ᠪᠠᠶᠢᠬᠤ ᠠᠰᠠᠭᠤᠳᠠᠯ  ᠢ ᠰᠶᠢᠳᠪᠦᠷᠢᠯᠡᠪᠡ᠃ ᠰᠠᠭᠤᠭᠠᠯᠢ ᠠᠷᠠᠳ ᠬᠡᠷᠡᠭ ᠵᠥᠪᠯᠡᠵᠦ ᠵᠥᠪᠳᠡᠯᠴᠡᠬᠦ᠂ ᠰᠠᠭᠤᠭᠠᠯᠢ ᠠᠷᠠᠳ ᠤᠨ ᠨᠡᠶᠢᠲᠡ ᠢᠢᠨ ᠭᠡᠷ᠎ᠡ ᠳᠦ ᠵᠠᠰᠠᠪᠤᠷᠢ ᠣᠷᠣᠭᠤᠯᠤᠨ ᠲᠡᠭᠦᠯᠳᠡᠷᠵᠢᠭᠦᠯᠬᠦ᠂ ᠬᠤᠷᠢᠮ ᠤᠷᠤᠰᠢᠭᠤᠯᠭ᠎ᠠ ᠵᠢᠨ ᠬᠡᠷᠡᠭ ᠡᠷᠬᠢᠯᠡᠭ᠍ᠴᠢᠳ ᠦᠨ ᠬᠤᠷᠠᠯ ᠢ ᠪᠠᠶᠢᠭᠤᠯᠬᠤ ᠪᠡᠷ ᠲᠠᠮᠵᠢᠭᠤᠯᠤᠨ᠂ ᠨᠡᠶᠢᠭᠡᠮ ᠲᠣᠭᠣᠷᠢᠭ ᠤᠨ ᠠᠷᠠᠳᠴᠢᠯᠠᠯ ᠢᠶᠠᠷ ᠬᠡᠷᠡᠭ ᠵᠥᠪᠯᠡᠬᠦ ᠲᠦᠷᠢᠮ ᠢ ᠲᠠᠰᠤᠷᠠᠯᠳᠠ ᠦᠭᠡᠢ ᠲᠡᠭᠦᠯᠳᠡᠷᠵᠢᠭᠦᠯᠵᠦ᠂ ᠨᠡᠶᠢᠭᠡᠮ ᠲᠣᠭᠣᠷᠢᠭ ᠤᠨ ᠰᠠᠭᠤᠭᠠᠯᠢ ᠠᠷᠠᠳ ᠤᠨ ᠥᠪᠡᠷᠲᠡᠭᠡᠨ ᠵᠠᠰᠠᠬᠤ ᠢᠢ ᠲᠦᠯᠬᠢᠨ ᠠᠬᠢᠭᠤᠯᠪᠠ᠃ ᠡᠷᠦᠬᠡ ᠪᠡᠷ ᠨᠢᠭᠡᠴᠢ ᠪᠣᠯᠭᠠᠨ ᠬᠤᠪᠢ ᠬᠤᠷᠠᠮᠳᠤᠭᠤᠯᠬᠤ ᠲᠠᠩᠰᠠ ᠡᠪᠬᠡᠮᠡᠯ ᠪᠠᠶᠢᠭᠤᠯᠵᠤ᠂ ᠬᠤᠪᠢ ᠬᠤᠷᠠᠮᠳᠤᠭᠤᠯᠬᠤ ᠲᠦᠷᠢᠮ ᠦᠨ ᠬᠠᠮᠢᠶᠠᠷᠤᠯᠲᠠ ᠢᠢ ᠡᠬᠢᠯᠡᠭᠦᠯᠦᠨ᠂ ᠣᠯᠠᠨ ᠲᠦᠮᠡᠨ ᠳ᠋ᠤ︽ᠬᠤᠪᠢ ᠬᠤᠷᠠᠮᠳᠤᠭᠤᠯᠬᠤ ᠬᠡᠲᠦ ᠳᠡᠯᠭᠡᠭᠦᠷ︾ ᠡᠴᠡ ᠡᠳᠦᠷ ᠲᠤᠲᠤᠮ ᠤᠨ ᠠᠮᠢᠳᠤᠷᠠᠯ ᠤᠨ ᠬᠡᠷᠡᠭ᠍ᠰᠡᠯ ᠢ ᠰᠣᠯᠢᠬᠤ ᠪᠤᠶᠤ ᠢᠯᠢᠵᠦ ᠨᠤᠬᠤᠯᠠᠬᠤ ᠵᠡᠷᠭᠡ ᠡᠯ᠎ᠡ ᠵᠦᠢᠯ ᠦᠨ ᠦᠢᠯᠡᠴᠢᠯᠡᠭᠡ ᠵᠢ ᠬᠦᠷᠲᠡᠭᠡᠵᠦ᠂ ᠣᠯᠠᠨ ᠲᠦᠮᠡᠨ ᠢ ᠬᠠᠪᠰᠤᠷᠤᠨ ᠨᠡᠶᠢᠭᠡᠮ ᠲᠣᠭᠣᠷᠢᠭ ᠤᠨ ᠠᠮᠢᠳᠤᠷᠠᠯ ᠳᠤ ᠨᠠᠩ ᠰᠠᠶᠢᠨ ᠠᠭᠤᠰᠤᠯᠴᠠᠭᠤᠯᠪᠠ᠃ ᠨᠡᠶᠢᠭᠡᠮ ᠲᠣᠭᠣᠷᠢᠭ ᠲᠤ 7 ᠲᠤᠤᠷᠵᠢᠯ ᠪᠠᠶᠢᠭᠤᠯᠤᠨ᠂ 37 ᠲᠤᠤᠷᠵᠢᠯ  ᠤᠨ ᠠᠵᠢᠯᠲᠠᠨ ᠲᠣᠬᠢᠷᠠᠭᠤᠯᠵᠤ᠂ ︽ᠲᠤᠤᠷᠵᠢᠯ+ ᠸᠢᠴᠠᠲ ᠤᠨ ᠴᠤᠭᠯᠠᠷᠠᠯ︾ᠤ᠋ᠨ ᠦᠢᠯᠡᠴᠢᠯᠡᠭᠡ ᠬᠠᠮᠢᠶᠠᠷᠤᠯᠲᠠ ᠢᠢᠨ ᠵᠠᠭᠪᠤᠷ ᠢ ᠬᠡᠷᠡᠭ᠍ᠵᠢᠭᠦᠯᠦᠨ᠂ ᠰᠦᠯᠵᠢᠶᠡᠨ ᠳᠡᠭᠡᠷᠡᠬᠢ ᠪᠠ ᠰᠦᠯᠵᠢᠶᠡᠨ ᠭᠠᠳᠠᠨᠠᠬᠢ ᠢᠢ ᠨᠢᠭᠡ ᠴᠣᠭᠴᠠᠵᠢᠭᠤᠯᠤᠭᠰᠠᠨ ᠮᠡᠳᠡᠭᠡ ᠵᠠᠩᠭᠢ ᠢᠢᠨ ᠲᠠᠪᠴᠠᠩ ᠢ ᠪᠠᠶᠢᠭᠤᠯᠵᠤ᠂ ᠨᠡᠶᠢᠭᠡᠮ ᠲᠣᠭᠣᠷᠢᠭ ᠤᠨ ᠦᠢᠯᠡᠴᠢᠯᠡᠭᠡᠨ ᠦ ᠬᠠᠮᠢᠶᠠᠷᠤᠯᠲᠠ ᠢᠢᠨ ᠠᠵᠢᠯ ᠢ ᠨᠠᠩ ᠪᠤᠰᠤᠳᠴᠢ ᠪᠥᠭᠡᠳ ᠣᠨᠣᠪᠴᠢᠲᠠᠶ᠂ ᠲᠦᠷᠭᠡᠨ ᠪᠥᠭᠡᠳ ᠪᠦᠲᠦᠮᠵᠢᠲᠡᠶ ᠪᠣᠯᠭᠠᠵᠤ᠂ ᠨᠡᠶᠢᠭᠡᠮ ᠲᠣᠭᠣᠷᠢᠭ ᠤᠨ ᠦᠨᠳᠦᠰᠦᠲᠡᠨ ᠨᠦᠭᠦᠳ ᠦᠨ ᠣᠯᠠᠨ ᠲᠦᠮᠡᠨ ᠦ ᠬᠦᠷᠲᠡᠮᠵᠢ ᠢᠢᠨ ᠲᠥᠷᠥᠭ᠍ᠳᠡᠯ ᠪᠠ ᠬᠠᠨᠤᠮᠵᠢ ᠢᠢᠨ ᠬᠡᠮᠵᠢᠶ᠎ᠡ ᠢᠢ ᠲᠠᠰᠤᠷᠠᠯᠲᠠ ᠥᠬᠡᠶ ᠳᠡᠭᠡᠭ᠍ᠰᠢᠯᠡᠭᠦᠯᠵᠤ ᠪᠠᠶᠢᠨ᠎ᠠ᠃ ︵ᠮᠸᠩ ᠵᠢᠩ ᠬᠠᠩ︶